
《 ᠥᠪᠥᠷ ᠮᠣᠩᠭᠣᠯ ᠢ ᠳᠡᠮᠵᠢᠬᠦ ᠳᠡᠯᠡᠬᠡᠢ ᠶᠢᠨ ᠡᠳᠦᠷ 》 ᠲᠦ᠍ ᠮᠣᠩᠭᠤᠯ ᠤᠯᠤᠰ ᠤ᠋ᠨ ᠳᠥᠷᠪᠡᠳᠡᠬᠢ ᠶᠡᠷᠦᠩᠬᠡᠢᠯᠡᠭᠴᠢ ᠴ᠂ ᠡᠯᠪᠡᠭᠳᠣᠷᠵᠢ ᠡᠴᠡ
ᠰᠠᠢᠨ ᠪᠠᠢᠵᠠᠭᠠᠨ᠎ᠠ ᠤᠤ! ᠥᠨᠥᠳᠥᠷ ᠥᠪᠥᠷ ᠮᠣᠩᠭᠣᠯᠴᠤᠳ ᠢ ᠳᠡᠮᠵᠢᠬᠦ ᠳᠡᠯᠡᠬᠡᠢ ᠶᠢᠨ ᠡᠳᠦᠷ᠃ ᠬᠠᠷᠢ ᠶᠢᠨ ᠳᠠᠷᠤᠯᠠᠯ ᠳᠤ ᠪᠠᠢᠭ᠎ᠠ ᠥᠪᠥᠷ ᠮᠣᠩᠭᠣᠯ ᠠᠬᠠᠨ ᠳᠡᠭᠦᠰ ᠢᠶᠡᠨ ᠳᠡᠮᠵᠢᠬᠦ ᠨᠢ ᠮᠣᠩᠭᠣᠯ ᠬᠦᠮᠦᠨ ᠦ ᠵᠢᠷᠦᠬᠡ ᠰᠡᠳᠬᠢᠯ ᠦᠨ ᠳᠠᠭᠤᠳᠠᠯᠭ᠎ᠠ ᠶᠤᠮ᠃ ᠴᠠᠴᠤᠭᠳᠠᠭᠰᠠᠨ ᠱᠠᠭ᠎ᠠ ᠰᠢᠭ ᠳᠡᠯᠡᠬᠡᠢ ᠶᠢᠨ ᠡᠩ ᠢᠶᠡᠷ ᠲᠠᠷᠠᠭᠰᠠᠨ ᠮᠣᠩᠭᠣᠯ ᠬᠦᠮᠦᠨ ᠪᠦᠷᠢ ᠮᠣᠩᠭᠣᠯ ᠤᠨ ᠪᠠᠶᠠᠯᠢᠭ᠃ ᠮᠣᠩᠭᠣᠯ ᠬᠦᠮᠦᠨ ᠦ ᠪᠠᠬᠠᠷᠬᠠᠯ ᠢ᠂ ᠤᠯᠠᠮᠵᠢᠯᠠᠯ ᠰᠤᠶᠤᠯ ᠢ᠂ ᠮᠣᠩᠭᠣᠯ ᠬᠦᠮᠦᠨ ᠦ ᠬᠡᠯᠡ ᠶᠢ᠂ ᠪᠢᠴᠢᠭ ᠢ ᠤᠰᠠᠳᠬᠠᠬᠤ᠂ ᠬᠠᠪᠴᠢᠨ ᠪᠣᠭᠣᠬᠤ ᠪᠠᠯᠠᠮᠠᠳ ᠰᠠᠨᠠᠭᠠᠷᠬᠠᠯ ᠪᠣᠯ ᠬᠦᠮᠦᠨ ᠲᠥᠷᠥᠯᠬᠢᠲᠡᠨ ᠦ ᠡᠰᠡᠷᠡᠭ ᠭᠡᠮᠲᠦ ᠦᠢᠯᠡᠳᠦᠯ᠃ ᠥᠪᠥᠷ ᠮᠣᠩᠭᠣᠯᠴᠤᠳ ᠪᠣᠯ ᠥᠪᠡᠷ ᠦᠨ ᠡᠴᠢᠭᠡ ᠡᠪᠦᠭᠡᠳ ᠦᠨ ᠲᠥᠷᠦᠯᠬᠢ ᠨᠤᠲᠤᠭ ᠲᠤ ᠪᠠᠨ ᠮᠣᠷᠢ ᠪᠠᠨ ᠤᠨᠤᠵᠤ᠂ ᠭᠡᠷ ᠢᠶᠡᠨ ᠪᠠᠷᠢᠵᠤ ᠲᠡᠦᠬᠡ ᠪᠡᠨ ᠲᠤᠭᠤᠷᠪᠢᠵᠤ ᠦᠶ᠎ᠡ ᠶᠢᠨ ᠳᠡᠯᠭᠡᠷᠡᠩᠭᠦᠢ
2021-05-11