
5.11 ᠥᠨᠦᠭᠡᠳᠦᠷ ᠪᠣᠯ ᠥᠪᠦᠷ ᠮᠣᠩᠭᠤᠯ ᠢ᠋ ᠳᠡᠮᠵᠢᠬᠦ ᠡᠳᠦᠷ᠂ 5 ᠍ ᠳᠦᠭᠡᠷ ᠰᠠᠷ᠎ᠠ ᠶᠢᠨ 11 ᠤ᠋ ᠡᠨᠡ ᠡᠳᠦᠷ ᠨᠢ ᠬᠢᠲᠠᠳ ᠤᠨ ᠠᠭᠤᠯᠠ ᠠᠭᠤᠷᠬᠠᠢ ᠶᠢᠨ ᠺᠣᠮᠫᠠᠨᠢ ᠪᠡᠯᠴᠢᠭᠡᠷ ᠨᠤᠲᠤᠭ ᠢ ᠰᠦᠢᠳᠬᠡᠬᠦ ᠶᠢ ᠡᠰᠡᠷᠭᠦᠴᠡᠨ ᠲᠡᠮᠡᠴᠡᠭᠰᠡᠨ ᠮᠠᠯᠴᠢᠨ ᠮᠡᠷᠭᠡᠨ ᠦ ᠥᠭᠡᠳᠡ ᠪᠣᠯᠤᠭᠰᠠᠨ ᠡᠳᠦᠷ ᠶᠤᠮ᠃ ᠳᠡᠯᠡᠬᠡᠢ ᠶᠢᠨ ᠮᠣᠩᠭᠣᠯᠴᠤᠳ ᠤᠨ ᠰᠠᠨᠠᠭᠠᠴᠢᠯᠭ᠎ᠠ ᠪᠠᠷ ᠡᠨᠡ ᠡᠳᠦᠷ ᠢ 《 ᠥᠪᠥᠷ ᠮᠣᠩᠭᠣᠯ ᠢ ᠳᠡᠮᠵᠢᠬᠦ ᠳᠡᠯᠡᠬᠡᠢ ᠶᠢᠨ ᠡᠳᠦᠷ 》 ᠪᠣᠯᠭᠠᠬᠤ ᠪᠠᠷ ᠰᠢᠢᠳᠪᠦᠷᠢᠯᠡᠭᠰᠡᠨ ᠪᠢᠯᠡ᠃ ᠳᠡᠯᠡᠬᠡᠢ ᠶᠢᠨ ᠮᠣᠩᠭᠣᠯᠴᠤᠳ ᠤᠨ ᠬᠣᠯᠪᠣᠭᠠᠨ ᠤ ᠭᠡᠰᠢᠭᠦᠳ ᠡᠴᠡ ᠲᠠ ᠪᠦᠬᠦᠨ ᠢ ᠡᠨᠡ ᠡᠳᠦᠷ ᠥᠪᠥᠷ ᠮᠣᠩᠭᠣᠯᠴᠤᠳ ᠢᠶᠠᠨ ᠳᠡᠮᠵᠢᠵᠦ᠂ ᠲᠡᠳᠡᠨ ᠦ ᠵᠥᠷᠢᠴᠡᠭᠳᠡᠵᠦ ᠪᠠᠢᠭ᠎ᠠ ᠡᠷᠬᠡ ᠶᠢᠨ ᠲᠥᠯᠥᠭᠡ ᠲᠠᠭᠤ ᠬᠣᠭᠤᠯᠠᠢ ᠪᠠᠨ ᠡᠷᠭᠦᠬᠦ ᠶᠢ ᠤᠷᠢᠶᠠᠯᠠᠵᠤ ᠪᠠᠢᠨ᠎ᠠ᠃ ᠮᠣᠩᠭᠣᠯ ᠢᠶᠠᠨ ᠮᠣᠩᠭᠣᠯ ᠢᠶᠠᠨ ᠬᠠᠢᠷᠠᠯᠠᠶ᠎ᠠ! ᠳᠡᠯᠭᠡᠷᠡᠩᠭᠦᠢ

ᠰᠠᠢᠨ ᠪᠠᠢᠵᠠᠭᠠᠨ᠎ᠠ ᠤᠤ! ᠥᠨᠥᠳᠥᠷ ᠥᠪᠥᠷ ᠮᠣᠩᠭᠣᠯᠴᠤᠳ ᠢ ᠳᠡᠮᠵᠢᠬᠦ ᠳᠡᠯᠡᠬᠡᠢ ᠶᠢᠨ ᠡᠳᠦᠷ᠃ ᠬᠠᠷᠢ ᠶᠢᠨ ᠳᠠᠷᠤᠯᠠᠯ ᠳᠤ ᠪᠠᠢᠭ᠎ᠠ ᠥᠪᠥᠷ ᠮᠣᠩᠭᠣᠯ ᠠᠬᠠᠨ ᠳᠡᠭᠦᠰ ᠢᠶᠡᠨ ᠳᠡᠮᠵᠢᠬᠦ ᠨᠢ ᠮᠣᠩᠭᠣᠯ ᠬᠦᠮᠦᠨ ᠦ ᠵᠢᠷᠦᠬᠡ ᠰᠡᠳᠬᠢᠯ ᠦᠨ ᠳᠠᠭᠤᠳᠠᠯᠭ᠎ᠠ ᠶᠤᠮ᠃ ᠴᠠᠴᠤᠭᠳᠠᠭᠰᠠᠨ ᠱᠠᠭ᠎ᠠ ᠰᠢᠭ ᠳᠡᠯᠡᠬᠡᠢ ᠶᠢᠨ ᠡᠩ ᠢᠶᠡᠷ ᠲᠠᠷᠠᠭᠰᠠᠨ ᠮᠣᠩᠭᠣᠯ ᠬᠦᠮᠦᠨ ᠪᠦᠷᠢ ᠮᠣᠩᠭᠣᠯ ᠤᠨ ᠪᠠᠶᠠᠯᠢᠭ᠃ ᠮᠣᠩᠭᠣᠯ ᠬᠦᠮᠦᠨ ᠦ ᠪᠠᠬᠠᠷᠬᠠᠯ ᠢ᠂ ᠤᠯᠠᠮᠵᠢᠯᠠᠯ ᠰᠤᠶᠤᠯ ᠢ᠂ ᠮᠣᠩᠭᠣᠯ ᠬᠦᠮᠦᠨ ᠦ ᠬᠡᠯᠡ ᠶᠢ᠂ ᠪᠢᠴᠢᠭ ᠢ ᠤᠰᠠᠳᠬᠠᠬᠤ᠂ ᠬᠠᠪᠴᠢᠨ ᠪᠣᠭᠣᠬᠤ ᠪᠠᠯᠠᠮᠠᠳ ᠰᠠᠨᠠᠭᠠᠷᠬᠠᠯ ᠪᠣᠯ ᠬᠦᠮᠦᠨ ᠲᠥᠷᠥᠯᠬᠢᠲᠡᠨ ᠦ ᠡᠰᠡᠷᠡᠭ ᠭᠡᠮᠲᠦ ᠦᠢᠯᠡᠳᠦᠯ᠃ ᠥᠪᠥᠷ ᠮᠣᠩᠭᠣᠯᠴᠤᠳ ᠪᠣᠯ ᠥᠪᠡᠷ ᠦᠨ ᠡᠴᠢᠭᠡ ᠡᠪᠦᠭᠡᠳ ᠦᠨ ᠲᠥᠷᠦᠯᠬᠢ ᠨᠤᠲᠤᠭ ᠲᠤ ᠪᠠᠨ ᠮᠣᠷᠢ ᠪᠠᠨ ᠤᠨᠤᠵᠤ᠂ ᠭᠡᠷ ᠢᠶᠡᠨ ᠪᠠᠷᠢᠵᠤ ᠲᠡᠦᠬᠡ ᠪᠡᠨ ᠲᠤᠭᠤᠷᠪᠢᠵᠤ ᠦᠶ᠎ᠡ ᠶᠢᠨ ᠳᠡᠯᠭᠡᠷᠡᠩᠭᠦᠢ