ᠦᠪᠦᠷ ᠮᠣᠩᠭᠣᠯ ᠦ᠋ᠨ ᠮᠡᠳᠡᠭᠡ

ᠶᠠᠫᠤᠨ ᠤᠯᠤᠰ ᠤ᠋ᠨ ᠫᠠᠷᠯᠠᠮᠧᠨ᠋ᠲ ᠦ᠋ᠨ ᠲᠠᠩᠬᠢᠮ ᠳ᠋ᠤ᠌ ᠥᠪᠦᠷ ᠮᠣᠩᠭᠤᠯ ᠤ᠋ᠨ ᠲᠤᠬᠠᠢ ᠬᠤᠷᠠᠯ ᠪᠣᠯᠪᠠ

ᠮᠡᠳᠡᠭᠡᠵᠢᠷᠣᠭ   2021-03-16

3 ᠰᠠᠷ᠎ᠠ ᠶ᠋ᠢᠨ 16 ᠤ᠋ ᠡᠳᠦᠷ᠂ ᠶᠠᠫᠤᠨ ᠤᠯᠤᠰ ᠤ᠋ᠨ ᠫᠠᠷᠯᠠᠮᠧᠨ᠋ᠲ ᠦ᠋ᠨ ᠲᠠᠩᠬᠢᠮ ᠳ᠋ᠤ᠌ 《 ᠥᠪᠦᠷ ᠮᠣᠩᠭᠤᠯ ᠤ᠋ᠨ ᠣᠢᠷ᠎ᠠ ᠦᠶ᠎ᠡ ᠶ᠋ᠢᠨ ᠲᠡᠦᠬᠡ ᠪᠠ ᠶᠠᠫᠤᠨ᠂ ᠣᠳᠤ ᠶ᠋ᠢᠨ ᠪᠠᠢᠳᠠᠯ 》 ᠭᠡᠬᠦ ᠰᠤᠷᠤᠯᠴᠠᠯᠭ᠎ᠠ ᠶᠠᠪᠤᠭᠳᠠᠪᠠ᠃

ᠲᠤᠰ ᠬᠤᠷᠠᠯ ᠳ᠋ᠤ᠌ 《 ᠳᠡᠯᠡᠬᠡᠢ ᠶ᠋ᠢᠨ ᠮᠣᠩᠭᠤᠯᠴᠤᠳ ᠤ᠋ᠨ ᠬᠣᠯᠪᠤᠭ᠎ᠠ 》 ᠂ 《 ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ 》 ᠢᠨ ᠭᠡᠰᠢᠭᠦᠳ ᠪᠣᠯᠣᠨ ᠶᠠᠫᠤᠨ ᠤᠯᠤᠰ ᠤ᠋ᠨ ᠫᠠᠷᠯᠠᠮᠧᠨ᠋ᠲ ᠦ᠋ᠨ ᠭᠡᠰᠢᠭᠦᠳ ᠲᠡᠮᠵᠢᠨ ᠣᠷᠤᠯᠴᠠᠵᠤ 《 ᠥᠪᠦᠷ ᠮᠣᠩᠭᠤᠯ ᠢ᠋ ᠳᠡᠮᠵᠢᠬᠦ ᠶᠠᠫᠤᠨ ᠤᠯᠤᠰ ᠤ᠋ᠨ ᠫᠠᠷᠯᠠᠮᠧᠨ᠋ᠲ ᠦ᠋ᠨ ᠭᠡᠰᠢᠭᠦᠳ ᠦ᠋ᠨ ᠬᠣᠯᠪᠤᠭ᠎ᠠ 》 ᠪᠠᠢᠭᠤᠯᠬᠤ ᠪᠡᠯᠡᠳᠭᠡᠯ ᠬᠤᠷᠠᠯ ᠢ᠋ᠶ᠋ᠠᠨ ᠠᠮᠵᠢᠯᠲᠠᠲᠠᠢ ᠬᠤᠷᠠᠯᠳᠤᠪᠠ᠃

ᠮᠥᠨ ᠴᠦ᠍ ᠢᠷᠡᠬᠦ ᠳᠥᠷᠪᠡᠳᠦᠭᠡᠷ ᠰᠠᠷ᠎ᠠ ᠳ᠋ᠤ᠌ ᠥᠪᠦᠷ ᠮᠣᠩᠭᠤᠯ ᠢ᠋ ᠳᠡᠮᠵᠢᠬᠦ ᠶᠠᠫᠤᠨ ᠤᠯᠤᠰ ᠤ᠋ᠨ ᠫᠠᠷᠯᠠᠮᠧᠨ᠋ᠲ ᠦ᠋ᠨ ᠭᠡᠰᠢᠭᠦᠳ ᠦ᠋ᠨ ᠬᠣᠯᠪᠤᠭ᠎ᠠ ᠪᠠᠢᠭᠤᠯᠬᠤ ᠲᠤᠬᠠᠢ ᠬᠤᠷᠠᠯ ᠪᠣᠯᠤᠨ᠎ᠠ ᠭᠡᠰᠡᠨ ᠪᠠᠢᠨ᠎ᠠ᠃