ᠦᠪᠦᠷ ᠮᠣᠩᠭᠣᠯ ᠦ᠋ᠨ ᠮᠡᠳᠡᠭᠡ

ᠥᠬᠢᠨ ᠦ᠌ ᠦᠭᠡ

ᠵᠢᠷᠣᠭ 2021-04-04

ᠬᠥᠪᠰᠥᠯᠵᠡᠬᠦ ᠲᠩᠷᠢ ᠶ᠋ᠢᠨ ᠴᠠᠭᠠᠨ᠎ᠠ ᠡᠴᠡ

ᠬᠥᠭᠡᠷᠦᠬᠦᠢ ᠥᠬᠢᠨ ᠴᠢᠨᠢ ᠶᠠᠷᠢᠵᠤ ᠪᠠᠢᠨ᠎ᠠ᠃

ᠦᠷ ᠮᠠᠩᠬᠠᠢᠨ ᠴᠠᠢᠬᠤ ᠪᠦᠷᠦᠢ ᠳ᠋ᠦ᠍

ᠦᠭᠡᠢᠯᠡᠨ ᠲᠠ ᠪᠦᠬᠦᠨ ᠢ᠋ᠶ᠋ᠡᠨ ᠬᠠᠷᠠᠵᠤ ᠪᠠᠢᠨ᠎ᠠ᠃

 

ᠵᠡᠭᠦᠳᠦᠨ ᠳ᠋ᠦ᠍ ᠪᠡᠨ ᠴᠦ᠍ ᠬᠠᠢᠷᠠᠯᠠᠳᠠᠭ ᠬᠦᠮᠦᠰ ᠦ᠋ᠨ ᠮᠢᠨᠢ

ᠵᠢᠷᠦᠬᠡᠨ ᠬᠡᠯᠡ ᠶ᠋ᠢ ᠪᠤᠯᠢᠶᠠᠨ᠎ᠠ ᠭᠡᠵᠦ᠂

ᠬᠠᠬᠢᠷ ᠳᠠᠢᠰᠤᠨ ᠵᠣᠪᠠᠭᠠᠭᠰᠠᠨ ᠶᠤᠮ᠂

ᠬᠠᠷᠰᠢᠯᠠᠵᠤ ᠪᠢ ᠲᠡᠮᠡᠴᠡᠭᠰᠡᠨ ᠶᠤᠮ᠃

 

ᠪᠤᠯᠪᠠᠷᠠᠢ ᠪᠠᠯᠴᠢᠷ ᠦᠷᠡᠰ ᠦ᠋ᠨ

ᠪᠣᠯᠣᠷ ᠲᠤᠩᠭᠠᠯᠠᠭ ᠢᠷᠡᠭᠡᠳᠦᠢ ᠶ᠋ᠢ

ᠥᠨᠢ ᠬᠣᠢᠴᠢ ᠦᠭᠡᠢ ᠤᠰᠠᠳᠬᠠᠨ᠎ᠠ ᠭᠡᠬᠦ ᠳ᠋ᠦ᠍

ᠥᠮᠥᠭᠡᠷᠡᠨ ᠰᠢᠮᠰᠢᠷᠡᠵᠦ ᠨᠢᠰᠦᠭᠰᠡᠨ ᠶᠤᠮ᠃

 

ᠢᠨᠠᠳᠤ ᠳᠣᠲᠣᠨᠣ ᠮᠣᠩᠭᠣᠯᠴᠤᠳ ᠢ᠋ᠶ᠋ᠡᠨ

ᠶᠠᠭᠠᠬᠢᠵᠤ ᠬᠠᠷᠢᠭᠤᠯᠬᠤ ᠪᠠᠨ ᠪᠢ ᠮᠡᠳᠡᠭᠰᠡᠨ ᠦᠭᠡᠢ᠃

ᠬᠠᠮᠤᠭ ᠪᠦᠬᠦᠨ ᠢ᠋ᠶ᠋ᠡᠨ ᠯᠠ ᠥᠭᠭᠦᠶ᠎ᠡ ᠭᠡᠵᠦ ᠪᠣᠳᠣᠭᠠᠳ

ᠬᠠᠭᠠᠷᠠᠵᠤ ᠣᠳᠤᠭᠰᠠᠨ ᠥᠬᠢᠨ ᠢ᠋ᠶ᠋ᠡᠨ ᠥᠷᠦᠰᠢᠶᠡ᠃

 

ᠤᠬᠢᠯᠠᠭᠠᠳ ᠤᠬᠢᠯᠠᠭᠠᠳ ᠪᠢ ᠡᠷᠭᠢᠵᠦ ᠢᠷᠡᠬᠦ ᠡᠴᠡ ᠥᠩᠭᠡᠷᠡᠴᠡᠢ᠃

ᠤᠷᠤᠰᠬᠤ ᠢᠷᠠᠭᠤ ᠮᠣᠩᠭᠣᠯ ᠬᠡᠯᠡ ᠶ᠋ᠢ ᠥᠬᠢᠨ ᠢ᠋ᠶ᠋ᠡᠨ ᠭᠡᠵᠦ ᠪᠣᠳᠣᠭᠠᠷᠠᠢ᠃

ᠪᠢᠳᠡ ᠥᠨᠥᠳᠥᠷ ᠲᠡᠨᠢᠭ ᠴᠦ᠍ ᠪᠣᠯᠤᠭ᠂ ᠨᠣᠮᠣᠬᠠᠨ ᠴᠦ᠍ ᠪᠣᠯᠤᠭ᠂

ᠪᠢᠴᠢᠭ ᠲᠥᠭᠡᠷᠭᠡ ᠶ᠋ᠢᠨ ᠢ᠋ᠶ᠋ᠠᠨ ᠲᠥᠯᠥᠭᠡ ᠪᠢᠯᠢᠭᠦᠨ ᠪᠠᠭᠠᠲᠤᠷ ᠪᠣᠯᠤᠭ ᠡ᠃

 

ᠨᠢᠯᠪᠤᠰᠤ ᠵᠢᠭᠠᠬᠠᠨ ᠦᠬᠢᠨ ᠨᠢ

ᠨᠠᠭᠤᠷ ᠠᠮᠢ ᠪᠠᠷ ᠢ᠋ᠶ᠋ᠠᠨ ᠬᠠᠳᠠᠭ ᠬᠢᠭᠡᠳ

ᠠᠷᠠᠳ ᠲᠦᠮᠡᠨ ᠲᠠᠨ ᠳ᠋ᠦ᠍ ᠪᠠᠨ ᠡᠷᠭᠦᠶ᠎ᠡ᠃

ᠠᠪᠴᠤ ᠠᠵᠢᠶᠠᠮᠤ᠂ ᠮᠥᠩᠬᠡ ᠠᠮᠢᠳᠤᠷᠠᠭᠠᠷᠠᠢ᠃

ᠥᠬᠢᠨ ᠦ᠌ ᠦᠭᠡ

 

ᠲᠠᠢᠯᠪᠤᠷᠢ᠄ ᠰᠤᠷᠠᠨ᠎ᠠ᠃ ᠲᠡᠷᠡ ᠪᠡᠷ ᠨᠠᠮ ᠦ᠋ᠨ ᠪᠣᠳᠣᠯᠭ᠎ᠠ ᠬᠡᠷᠡᠭᠵᠢᠭᠦᠯᠬᠦ ᠶᠣᠰᠣᠲᠠᠢ ᠨᠠᠮ ᠦ᠋ᠨ ᠠᠵᠢᠯᠲᠠᠨ ᠪᠠᠢᠭᠰᠠᠨ ᠴᠤ᠌᠂ ᠮᠣᠩᠭᠣᠯ ᠬᠡᠯᠡ ᠶ᠋ᠢ ᠤᠰᠠᠳᠭᠠᠬᠤ᠂ ᠮᠣᠩᠭᠣᠯ ᠦᠷᠡᠰ ᠢ᠋ ᠠᠭᠤᠰᠬᠠᠬᠤ ᠪᠣᠳᠣᠯᠭ᠎ᠠ ᠶ᠋ᠢ ᠡᠰᠡᠷᠭᠦᠴᠡᠨ᠂ 2020. 9. 4 ᠤ᠋ ᠥᠷ ᠢ᠋ᠶ᠋ᠡᠷ ᠥᠨᠳᠦᠷ ᠪᠠᠢᠰᠢᠩ ᠳᠡᠭᠡᠷ᠎ᠡ ᠡᠴᠡ ᠦᠰᠦᠷᠴᠦ ᠠᠮᠢ ᠪᠠᠨ ᠬᠣᠣᠷᠯᠠᠭᠰᠠᠨ᠃ ᠨᠥᠬᠥᠷ ᠪᠠ ᠡᠵᠢ ᠨᠢ ᠦᠰᠦᠷᠬᠦ ᠶ᠋ᠢ ᠨᠢ ᠬᠠᠷᠠᠵᠤ ᠠᠮᠵᠢᠭᠰᠠᠨ ᠠᠵᠢ᠃ 34 ᠬᠡᠨ ᠨᠠᠰᠤᠲᠠᠢ ᠪᠠᠢᠯ᠎ᠠ᠃ ᠲᠡᠭᠦᠨ ᠢ᠋ ᠠᠯᠠᠱᠠ ᠠᠢᠮᠠᠭ ᠤ᠋ᠨ ᠬᠢᠨ ᠪᠠᠭᠠᠲᠤᠷ ᠤ᠋ᠨ ᠶᠣᠰᠤᠭᠠᠷ ᠣᠯᠠᠨ ᠨᠡᠢᠲᠡ ᠪᠡᠷ ᠢ᠋ᠶ᠋ᠡᠨ ᠬᠠᠮᠲᠤ ᠬᠥᠳᠡᠭᠡᠯᠡᠭᠦᠯᠦᠭᠰᠡᠨ ᠪᠢᠯᠡ᠃ ᠨᠠᠮ ᠦ᠋ᠨ ᠪᠣᠳᠣᠯᠭ᠎ᠠ ᠶ᠋ᠢ ᠡᠰᠡᠷᠭᠦᠴᠡᠪᠡ ᠭᠡᠭᠳᠡᠭᠰᠡᠨ ᠬᠦᠮᠦᠨ ᠢ ᠢᠩᠭᠢᠵᠦ ᠬᠦᠨᠳᠦᠳᠬᠡᠨ ᠦᠳᠡᠭᠰᠡᠨ ᠨᠢ ᠴᠦ᠍ ᠡᠰᠡᠷᠭᠦᠴᠡᠯ ᠮᠥᠨ ᠶᠤᠮ᠃

ᠠᠯᠠᠱᠠ ᠠᠢᠮᠠᠭ ᠤ᠋ᠨ ᠪᠠᠭᠠᠲᠤᠷ ᠥᠬᠢᠨ ᠰᠤᠷᠠᠨ᠎ᠠ ᠶ᠋ᠢᠨ ᠰᠡᠭᠦᠯᠴᠢ ᠶ᠋ᠢᠨ ᠵᠤᠷᠪᠤᠰ᠄ 《 ᠮᠠᠨ ᠤ᠋ ᠠᠯᠠᠱᠠ ᠠᠢᠮᠠᠭ ᠬᠦᠮᠦᠨ ᠴᠥᠭᠡᠨ᠂ ᠮᠣᠩᠭᠣᠯᠴᠤᠳ ᠨᠡᠩ ᠴᠥᠭᠡᠨ᠃ ᠬᠦᠴᠦ ᠨᠢᠭᠲᠠᠷᠠᠬᠤ ᠪᠠᠷ ᠠᠨᠠᠢ᠃ ᠪᠢᠳᠡᠨ ᠤ᠋ ᠡᠷᠭᠦᠳᠡᠯ  ᠦ᠋ᠨ ᠪᠢᠴᠢᠭ᠂ ᠬᠤᠷᠤᠭᠤ ᠳᠠᠷᠤᠭᠰᠠᠨ ᠪᠢᠴᠢᠭ ᠬᠣᠰᠢᠭᠤ ᠶ᠋ᠢ ᠴᠦ᠍ ᠳᠠᠪᠠᠵᠤ ᠴᠢᠳᠠᠬᠤ ᠦᠭᠡᠢ ᠪᠡᠷ ᠰᠦᠢᠳᠬᠡᠭᠳᠡᠵᠦ ᠪᠠᠢᠨ᠎ᠠ᠃ ᠣᠯᠠᠨ ᠵᠦᠢᠯ ᠦ᠋ᠨ ᠠᠷᠭ᠎ᠠ ᠬᠠᠪᠴᠢᠯᠭ᠎ᠠ ᠪᠠᠷ ᠪᠢᠳᠡᠨ ᠢ᠋ ᠰᠢᠬᠠᠮᠳᠠᠭᠤᠯᠵᠤ ᠪᠠᠢᠨ᠎ᠠ᠃ ᠨᠡᠩ ᠢᠯᠠᠩᠭᠤᠶ᠎ᠠ ᠪᠢᠳᠡᠨ ᠤ᠋ ᠮᠣᠩᠭᠣᠯ ᠠᠯᠪᠠᠨ ᠠᠵᠢᠯᠲᠠᠨ ᠨᠠᠷ ᠦ᠋ᠨ ᠳᠠᠷᠤᠭᠠᠰᠤ ᠶ᠋ᠢ ᠬᠡᠯᠡᠬᠦ ᠶ᠋ᠢᠨ ᠠᠷᠭ᠎ᠠ ᠦᠭᠡᠢ᠃ ᠪᠢᠳᠡ ᠲᠡᠨᠢᠭ ᠴᠦ᠍ ᠪᠣᠯᠤᠭ᠂ ᠨᠣᠮᠣᠬᠠᠨ ᠴᠦ᠍ ᠪᠣᠯᠤᠭ᠃ ᠬᠦᠮᠦᠰ ᠡ᠂ ᠪᠢᠳᠡᠨ ᠢ ᠬᠠᠷᠢᠶᠠᠬᠤ ᠪᠠᠨ ᠪᠣᠯᠢᠭᠠᠴᠢ! ᠪᠢᠳᠡ ᠠᠮᠢ ᠨᠠᠰᠤ ᠪᠠᠷ ᠢᠶᠠᠨ ᠭᠡᠷᠡᠴᠢᠯᠡᠵᠦ ᠪᠠᠢᠨ᠎ᠠ᠃ ᠪᠢᠳᠡ ᠴᠢᠷᠮᠠᠢᠭᠰᠠᠨ᠃ 》

ᠡᠬᠢ ᠰᠤᠷᠪᠤᠯᠵᠢ᠄ https://www.facebook.com/photo?fbid=2411633235647143&set=a.1753147698162370

mail@smn.news