ᠦᠪᠦᠷ ᠮᠣᠩᠭᠣᠯ ᠦ᠋ᠨ ᠮᠡᠳᠡᠭᠡ

ᠳᠡᠯᠡᠬᠡᠢ ᠶ᠋ᠢᠨ ᠮᠣᠩᠭᠤᠯᠴᠤᠳ ᠤ᠋ᠨ ᠬᠣᠯᠪᠤᠭ᠎ᠠ ( ᠮᠣᠩᠭᠤᠯ )

5. 11 ᠥᠨᠦᠭᠡᠳᠦᠷ ᠪᠣᠯ ᠥᠪᠦᠷ ᠮᠣᠩᠭᠤᠯ ᠢ᠋ ᠳᠡᠮᠵᠢᠬᠦ ᠡᠳᠦᠷ᠂ 5 ᠍ ᠳᠦᠭᠡᠷ ᠰᠠᠷ᠎ᠠ ᠶᠢᠨ 11 ᠤ᠋ ᠡᠨᠡ ᠡᠳᠦᠷ ᠨᠢ ᠬᠢᠲᠠᠳ ᠤᠨ ᠠᠭᠤᠯᠠ ᠠᠭᠤᠷᠬᠠᠢ ᠶᠢᠨ ᠺᠣᠮᠫᠠᠨᠢ ᠪᠡᠯᠴᠢᠭᠡᠷ ᠨᠤᠲᠤᠭ ᠢ ᠰᠦᠢᠳᠬᠡᠬᠦ ᠶᠢ ᠡᠰᠡᠷᠭᠦᠴᠡᠨ ᠲᠡᠮᠡᠴᠡᠭᠰᠡᠨ ᠮᠠᠯᠴᠢᠨ ᠮᠡᠷᠭᠡᠨ ᠦ ᠥᠭᠡᠳᠡ ᠪᠣᠯᠤᠭᠰᠠᠨ ᠡᠳᠦᠷ ᠶᠤᠮ᠃ ᠳᠡᠯᠡᠬᠡᠢ ᠶᠢᠨ ᠮᠣᠩᠭᠣᠯᠴᠤᠳ ᠤᠨ ᠰᠠᠨᠠᠭᠠᠴᠢᠯᠭ᠎ᠠ ᠪᠠᠷ ᠡᠨᠡ ᠡᠳᠦᠷ ᠢ 《 ᠥᠪᠥᠷ ᠮᠣᠩᠭᠣᠯ ᠢ ᠳᠡᠮᠵᠢᠬᠦ ᠳᠡᠯᠡᠬᠡᠢ ᠶᠢᠨ ᠡᠳᠦᠷ 》 ᠪᠣᠯᠭᠠᠬᠤ ᠪᠠᠷ ᠰᠢᠢᠳᠪᠦᠷᠢᠯᠡᠭᠰᠡᠨ ᠪᠢᠯᠡ᠃ ᠳᠡᠯᠡᠬᠡᠢ ᠶᠢᠨ ᠮᠣᠩᠭᠣᠯᠴᠤᠳ ᠤᠨ ᠬᠣᠯᠪᠣᠭᠠᠨ ᠤ ᠭᠡᠰᠢᠭᠦᠳ ᠡᠴᠡ ᠲᠠ ᠪᠦᠬᠦᠨ ᠢ ᠡᠨᠡ ᠡᠳᠦᠷ ᠥᠪᠥᠷ ᠮᠣᠩᠭᠣᠯᠴᠤᠳ ᠢᠶᠠᠨ ᠳᠡᠮᠵᠢᠵᠦ᠂ ᠲᠡᠳᠡᠨ ᠦ ᠵᠥᠷᠢᠴᠡᠭᠳᠡᠵᠦ ᠪᠠᠢᠭ᠎ᠠ ᠡᠷᠬᠡ ᠶᠢᠨ ᠲᠥᠯᠥᠭᠡ ᠲᠠᠭᠤ ᠬᠣᠭᠤᠯᠠᠢ ᠪᠠᠨ ᠡᠷᠭᠦᠬᠦ ᠶᠢ ᠤᠷᠢᠶᠠᠯᠠᠵᠤ ᠪᠠᠢᠨ᠎ᠠ᠃

ᠮᠣᠩᠭᠣᠯ ᠢᠶᠠᠨ ᠮᠣᠩᠭᠣᠯ ᠢᠶᠠᠨ ᠬᠠᠢᠷᠠᠯᠠᠶ᠎ᠠ! ᠡᠪ ᠢᠶᠡᠨ ᠡᠷᠬᠢᠮᠯᠡᠶ᠎ᠡ! ᠡᠪ ᠨᠢᠭᠡᠳᠦᠯ᠂ ᠡᠷᠬᠡ ᠴᠢᠯᠦᠭᠡ᠂ ᠬᠥᠭᠵᠢᠯ ᠳᠡᠪᠰᠢᠯ!

mail@smn.news