ᠦᠪᠦᠷ ᠮᠣᠩᠭᠣᠯ ᠦ᠋ᠨ ᠮᠡᠳᠡᠭᠡ

ᠥᠬᠢᠨ ᠦ᠌ ᠦᠭᠡ

2021-04-04

ᠬᠥᠪᠰᠥᠯᠵᠡᠬᠦ ᠲᠩᠷᠢ ᠶ᠋ᠢᠨ ᠴᠠᠭᠠᠨ᠎ᠠ ᠡᠴᠡ ᠬᠥᠭᠡᠷᠦᠬᠦᠢ ᠥᠬᠢᠨ ᠴᠢᠨᠢ ᠶᠠᠷᠢᠵᠤ ᠪᠠᠢᠨ᠎ᠠ᠃ ᠦᠷ ᠮᠠᠩᠬᠠᠢᠨ ᠴᠠᠢᠬᠤ ᠪᠦᠷᠦᠢ ᠳ᠋ᠦ᠍ ᠦᠭᠡᠢᠯᠡᠨ ᠲᠠ ᠪᠦᠬᠦᠨ ᠢ᠋ᠶ᠋ᠡᠨ ᠬᠠᠷᠠᠵᠤ ᠪᠠᠢᠨ᠎ᠠ᠃ ᠵᠡᠭᠦᠳᠦᠨ ᠳ᠋ᠦ᠍ ᠪᠡᠨ ᠴᠦ᠍ ᠬᠠᠢᠷᠠᠯᠠᠳᠠᠭ ᠬᠦᠮᠦᠰ ᠦ᠋ᠨ ᠮᠢᠨᠢ ᠵᠢᠷᠦᠬᠡᠨ ᠬᠡᠯᠡ ᠶ᠋ᠢ ᠪᠤᠯᠢᠶᠠᠨ᠎ᠠ ᠭᠡᠵᠦ᠂ ᠬᠠᠬᠢᠷ ᠳᠠᠢᠰᠤᠨ ᠵᠣᠪᠠᠭᠠᠭᠰᠠᠨ ᠶᠤᠮ᠂ ᠬᠠᠷᠰᠢᠯᠠᠵᠤ ᠪᠢ ᠲᠡᠮᠡᠴᠡᠭᠰᠡᠨ ᠶᠤᠮ᠃ ᠪᠤᠯᠪᠠᠷᠠᠢ ᠪᠠᠯᠴᠢᠷ ᠦᠷᠡᠰ ᠦ᠋ᠨ ᠪᠣᠯᠣᠷ ᠲᠤᠩᠭᠠᠯᠠᠭ ᠢᠷᠡᠭᠡᠳᠦᠢ ᠶ᠋ᠢ ᠥᠨᠢ ᠬᠣᠢᠴᠢ ᠦᠭᠡᠢ ᠤᠰᠠᠳᠬᠠᠨ᠎ᠠ ᠭᠡᠬᠦ ᠳ᠋ᠦ᠍ ᠥᠮᠥᠭᠡᠷᠡᠨ ᠰᠢᠮᠰᠢᠷᠡᠵᠦ ᠨᠢᠰᠦᠭᠰᠡᠨ ᠶᠤᠮ᠃ ᠢᠨᠠᠳᠤ ᠳᠣᠲᠣᠨᠣ ᠮᠣᠩᠭᠣᠯᠴᠤᠳ ᠢ᠋ᠶ᠋ᠡᠨ ᠶᠠᠭᠠᠬᠢᠵᠤ ᠬᠠᠷᠢᠭᠤᠯᠬᠤ ᠪᠠᠨ ᠪᠢ ᠮᠡᠳᠡᠭᠰᠡᠨ ᠦᠭᠡᠢ᠃ ᠬᠠᠮᠤᠭ ᠪᠦᠬᠦᠨ ᠢ᠋ᠶ᠋ᠡᠨ ᠯᠠ ᠥᠭᠭᠦᠶ᠎ᠡ ᠭᠡᠵᠦ ᠪᠣᠳᠣᠭᠠᠳ ᠬᠠᠭᠠᠷᠠᠵᠤ ᠣᠳᠤᠭᠰᠠᠨ ᠥᠬᠢᠨ ᠢ᠋ᠶ᠋ᠡᠨ ᠥᠷᠦᠰᠢᠶᠡ᠃ ᠤᠬᠢᠯᠠᠭᠠᠳ ᠤᠬᠢᠯᠠᠭᠠᠳ ᠪᠢ ᠡᠷᠭᠢᠵᠦ ᠢᠷᠡᠬᠦ ᠡᠴᠡ ᠥᠩᠭᠡᠷᠡᠴᠡᠢ᠃ ᠤᠷᠤᠰᠬᠤ ᠢᠷᠠᠭᠤ ᠮᠣᠩᠭᠣᠯ ᠬᠡᠯᠡ ᠶ᠋ᠢ ᠥᠬᠢᠨ ᠢ᠋ᠶ᠋ᠡᠨ ᠭᠡᠵᠦ ᠪᠣᠳᠣᠭᠠᠷᠠᠢ᠃ ᠪᠢᠳᠡ ᠥᠨᠥᠳᠥᠷ ᠲᠡᠨᠢᠭ ᠴᠦ᠍ ᠪᠣᠯᠤᠭ᠂ ᠁ ᠳᠡᠯᠭᠡᠷᠡᠩᠭᠦᠢ ᠁